ᠪᠦᠷᠲᠡ ᠴᠢᠨᠦᠠ(孛儿帖赤那):
ᠪᠦᠷᠲᠡ ᠴᠢᠨᠦᠠ ᠪᠤᠯ ᠴᠢᠩᠭᠢᠰ ᠬᠠᠭᠠᠨ ᠪ ᠳᠡᠭᠡᠲᠡᠢ ᠬᠤᠷᠢᠨ
ᠬᠤᠶᠠᠳᠤᠭᠠᠷ ᠦᠶᠡ ᠵᠢᠨ ᠡᠪᠦᠭᠡ ᠪᠤᠯᠤᠨᠠ᠃ ᠪᠦᠷᠳᠡ
ᠴᠢᠨᠦᠠ ᠵᠢᠨ ᠮᠡᠨᠳᠦᠯᠡᠭᠰᠡᠨ ᠤᠨ ᠪ ᠲᠤᠬᠠᠢ ᠬᠡᠳᠦᠨ ᠵᠤᠢᠢᠯ
ᠦ᠋ᠨ ᠲᠡᠮᠳᠡᠭᠯᠡᠯ ᠪᠤᠢ᠃ ᠰᠯᠡᠸ᠋ᠴᠢᠨ ᠦᠰᠦᠭ ᠦ᠋ᠨ《ᠬᠠᠯᠬᠠ
ᠲᠤᠪᠴᠢᠶᠠᠨ》ᠳ᠋ᠦ᠂ ᠲᠡᠦᠬᠡᠴᠢ ᠬ᠂ ᠫᠷᠠᠯᠠᠢ ᠡᠴᠡ ᠪᠦᠷᠳᠡ
ᠴᠢᠨᠦᠠ ᠵᠢ 758 ᠤᠨ ᠳ᠋ᠦ ᠮᠡᠨᠳᠦᠯᠡᠯᠡ ᠭᠡᠪᠡ᠃
1735 ᠤᠨ ᠳ᠋ᠦ ᠵᠤᠬᠢᠶᠠᠠᠠᠳᠠᠠᠠᠰᠠᠨ《 ᠶᠡᠬᠡ ᠮᠤᠩᠭᠤᠯ
ᠤᠯᠤᠰ ᠦ᠋ᠨ ᠦᠨᠳᠦᠰᠦᠨ ᠠᠯᠲᠠᠨ ᠲᠤᠪᠴᠢ》ᠳ᠋ᠦ᠂ ᠪᠠᠲᠠᠴᠢ
ᠪᠤᠯ ᠪᠦᠷᠳᠡ ᠴᠢᠨᠦᠠ ᠵᠢᠨ 29 ᠨᠠᠰᠤᠲᠠᠢ ᠳ᠋ᠦ
ᠲᠦᠷᠦᠭᠰᠡᠨ ᠬᠦᠦ᠂ ᠳᠠᠷᠤᠢ 774 ᠤᠨ ᠳ᠋ᠦ
ᠲᠦᠷᠦᠭᠰᠡᠨ ᠬᠦᠦ ᠭᠡᠪᠡ᠃ ᠡᠭᠦᠪᠡᠷ ᠲᠦᠯᠬᠢᠵᠦ ᠪᠤᠳᠤᠪᠠᠯ
ᠪᠦᠷᠳᠡ ᠴᠢᠨᠦᠠ ᠢᠨᠦ 746 ᠤᠨ ᠳ᠋ᠦ ᠮᠡᠨᠳᠦᠯᠡᠵᠡᠢ᠃
ᠳᠡᠭᠡᠷᠡ ᠳᠤᠷᠠᠳᠤᠠᠠᠰᠠᠨ ᠬᠤᠶᠠᠷ ᠵᠤᠢᠢᠯ ᠦ᠋ᠨ ᠲᠡᠮᠳᠡᠭᠯᠡᠯ ᠡᠴᠡ
ᠦᠵᠡᠪᠡᠯ᠂ ᠪᠦᠷᠳᠡ ᠴᠢᠨᠦᠠ ᠠᠨᠤ ᠶᠠᠮᠠᠷ ᠴᠦ ᠭᠡᠰᠡᠨ
ᠨᠠᠢ᠌ᠮᠠᠳᠤᠭᠠᠷ ᠵᠠᠭᠤᠨ ᠪ ᠳᠤᠮᠳᠠᠴᠢ ᠦᠶᠡ ᠪᠡᠷ ᠠᠮᠢᠳᠤᠷᠠᠵᠤ
ᠪᠠᠢᠢᠭᠰᠠᠨ ᠨᠢ ᠪᠠᠲᠤᠲᠠᠢ ᠪᠠᠢᠢᠨᠠ᠃ ᠪᠦᠷᠳᠡ ᠨᠢ ᠳᠦᠷᠭᠦᠳ
ᠦᠭᠡ᠂ ᠴᠢᠨᠦᠠ ᠵᠢ ᠬᠡᠯᠡᠵᠦ ᠪᠤᠢ᠃ ᠡᠨᠳᠡ ᠪᠦᠷᠳᠡ
ᠴᠢᠨᠦᠠ ᠭᠡᠵᠦ ᠳᠠᠪᠲᠠᠨ ᠨᠡᠷᠡᠯᠡᠵᠦ ᠪᠠᠢᠢᠭᠠ ᠶᠠᠪᠤᠳᠠᠯ ᠶᠤᠮ᠃
ᠮᠤᠩᠭᠤᠯ ᠦ᠋ᠨ ᠨᠢᠭᠤᠴᠠ ᠲᠤᠪᠴᠢᠶᠠᠨ
ᠨᠢᠭᠡᠳᠦᠭᠡᠷ ᠪᠦᠯᠦᠭ᠂ ᠲᠡᠮᠦᠵᠢᠨ ᠪ ᠤᠭ ᠭᠠᠷᠤᠯ ᠪᠠ
ᠪᠠᠭᠠ ᠨᠠᠰᠤᠨ ᠪ ᠦᠶᠡ
4. ᠳᠤᠸᠠ ᠰᠤᠬᠤᠷ᠂ ᠮᠠᠩᠨᠠᠢ ᠳᠤᠮᠳᠠ ᠪᠠᠨ
ᠭᠠᠠᠠᠴᠠ ᠨᠢᠳᠦ ᠲᠠᠢ ᠭᠤᠷᠪᠠᠨ ᠨᠡᠭᠦᠳᠡᠯ ᠦ᠋ᠨ ᠭᠠᠵᠠᠷ
ᠬᠠᠷᠠᠬᠤ ᠪᠦᠯᠦᠭᠡ᠃
5. ᠨᠢᠭᠡᠨ ᠡᠳᠦᠷ ᠳᠤᠸᠠ ᠰᠤᠬᠤᠷ᠂ ᠲᠤᠪᠤᠨ
ᠮᠡᠷᠭᠡᠨ ᠳᠡᠭᠦᠦ ᠲᠠᠢ ᠪᠠᠨ ᠪᠤᠷᠬᠠᠨ ᠬᠠᠯᠲᠤᠨ ᠠᠭᠤᠯᠠᠨ
ᠳᠡᠭᠡᠷᠡ ᠭᠠᠷᠪᠠ᠃ ᠳᠤᠸᠠ ᠰᠤᠬᠤᠷ᠂ ᠪᠤᠷᠬᠠᠨ
ᠬᠠᠯᠳᠤᠨ ᠳᠡᠭᠡᠷᠡ ᠡᠴᠡ ᠬᠠᠷᠠᠪᠠᠯ ᠲᠦᠩᠭᠡᠯᠢᠭ
ᠭᠤᠷᠤᠬᠠ ᠵᠢᠨ ᠤᠷᠤᠭᠤ ᠨᠢᠭᠡᠨ ᠪᠦᠯᠦᠭ ᠢᠷᠭᠡᠨ
ᠨᠡᠭᠦᠵᠦ ᠠᠢᠢᠰᠤᠢ᠃
6. ᠳᠤᠸᠠ ᠰᠤᠬᠤᠷ ᠦᠭᠦᠯᠡᠷᠦᠨ᠄ 《 ᠲᠡᠷᠡ ᠨᠡᠭᠦᠳᠡᠯ
ᠢᠷᠭᠡᠨ ᠪ ᠲᠤᠳᠤᠷᠠ᠂ ᠲᠡᠷᠭᠡᠨ ᠪ ᠮᠤᠬᠤᠯᠠᠭ ᠦ᠋ᠨ
ᠡᠮᠦᠨᠡ ᠨᠢᠭᠡᠨ ᠰᠠᠢᠢᠬᠠᠨ ᠦᠬᠢᠨ ᠰᠠᠭᠤᠵᠤ ᠪᠠᠢᠢᠨᠠ᠂
ᠬᠦᠮᠦᠨ ᠪ ᠭᠡᠷᠭᠡᠢ ᠪᠤᠯᠤᠭᠠ ᠦᠭᠡᠢ ᠪᠤᠯ ᠲᠤᠪᠤᠨ
ᠮᠡᠷᠭᠡᠨ ᠳᠡᠭᠦᠦ ᠴᠢᠮᠠ ᠳ᠋ᠦ ᠭᠤᠶᠤᠵᠤ ᠭᠡᠷᠭᠡᠢ
ᠪᠤᠯᠭᠠᠶᠠ 》ᠭᠡᠳ ᠲᠡᠭᠦᠨ ᠊ᠢ ᠦᠵᠡᠭᠦᠯᠬᠦ ᠪᠡᠷ ᠲᠤᠪᠤᠨ
ᠮᠡᠷᠭᠡᠨ ᠳᠡᠭᠦᠦ ᠪᠠᠨ ᠢᠯᠡᠭᠡᠪᠡ᠃
7. ᠲᠤᠪᠤᠨ ᠮᠡᠷᠭᠡᠨ᠂ ᠲᠡᠷᠡ ᠨᠡᠭᠦᠳᠡᠯ ᠳ᠋ᠦ ᠬᠦᠷᠴᠦ
ᠦᠬᠢᠨ ᠊ᠢ ᠦᠵᠡᠪᠡᠯ ᠦᠨᠡᠬᠡᠷ ᠠᠯᠳᠠᠷᠲᠠᠢ᠂ ᠭᠤᠶᠤ
ᠰᠠᠢᠢᠬᠠᠨ ᠦᠬᠢᠨ ᠪᠦᠭᠡᠳ ᠬᠦᠮᠦᠨ ᠪ ᠬᠡᠷᠭᠡᠢ ᠪᠤᠯᠤᠭᠠ
ᠦᠭᠡᠢ ᠠᠵᠠᠢ᠂ ᠨᠡᠷᠡ ᠠᠯᠤᠨ ᠭᠤᠦᠠ ᠭᠡᠨᠡ᠃